ᠳ᠋ᠦᠩᠱᠧᠩ ᠤᠨ ᠭᠠᠵᠡᠷ ᠤᠰᠤᠨ ᠤ ᠮᠤᠩᠭᠤᠯ ᠨᠡᠷᠡᠰ ᠤᠨ ᠲᠤᠬᠠᠢ ︵ᠨᠢᠬᠡ︶
ᠨᠡᠶᠢᠲᠡᠯᠡᠭᠰᠡᠨ ᠴᠠᠭ᠄
2022/11/10
                                                 ᠲ᠊᠂ ᠬᠠᠰᠴᠢᠯᠠᠭᠤ    ᠳ᠋ᠦᠩᠱᠧᠩ ᠪᠤᠯ ᠤᠷᠳᠤᠰ ᠤᠨ ᠦᠨᠳᠦᠷᠯᠢᠭ ᠤᠨ ᠲᠤᠮᠳᠠ ᠬᠡᠰᠡᠭ ᠤᠨ ᠵᠡᠬᠦᠨ ᠪᠠᠶ᠎ᠡ ᠪᠠᠷ ᠪᠠᠶᠢᠷᠢᠰᠢᠵᠤ᠂ ᠵᠡᠬᠦᠨᠳᠡᠬᠦᠷ ᠢᠶᠠᠨ ᠵᠡᠭᠦᠨᠭᠠᠷ ᠬᠤᠰᠢᠭᠤ ᠲᠠᠢ ᠵᠡᠷᠬᠡᠯᠡᠳᠡᠨ᠂ ᠡᠮᠦᠨᠡᠬᠦᠷ ᠢᠶᠠᠨ ᠡᠵᠡᠨ ᠬᠤᠷᠤᠭ᠎ᠠ ᠬᠤᠰᠢᠭᠤ ᠲᠠᠢ ᠬᠦᠷᠰᠢᠯᠳᠤᠵᠤ᠂ ᠪᠠᠷᠠᠭᠤᠨᠳᠠᠭᠤᠷ ᠢᠶᠠᠨ ᠬᠠᠩᠬᠢᠨ ᠬᠤᠰᠢᠭᠤ ᠲᠠᠢ ᠰᠠᠪᠠᠯᠠᠵᠤ᠂ ᠬᠤᠶᠢᠭᠤᠷ ᠢᠶᠠᠨ ᠲᠠᠯᠠᠳ ᠬᠤᠰᠢᠭᠤ  ᠲᠠᠢ ᠵᠠᠭᠠᠭᠯᠠᠵᠤ ᠪᠠᠶᠢᠳᠠᠭ᠃ ᠭᠠᠵᠡᠷ ᠵᠦᠢ ᠶᠢᠨ ᠪᠠᠶᠢᠷᠢᠰᠢᠯ ᠨᠢ ᠵᠡᠬᠦᠨ ᠤᠷᠳᠤᠷᠢᠭ ᠤᠨ 109°08′20″ — 110°23′00″᠂ ᠤᠮᠠᠷᠠᠳᠤ ᠦᠷᠬᠡᠷᠢᠭ ᠤᠨ 39°39′10″ — 39°58′18″  ᠶᠢᠨ ᠬᠤᠭᠤᠷᠤᠨᠳᠤ ᠤᠷᠤᠰᠢᠵᠤ᠂ ᠵᠡᠬᠦᠨᠰᠢ ᠪᠠᠷᠠᠭᠤᠨᠰᠢ 109km ᠤᠷᠳᠤ᠂ ᠡᠮᠦᠨᠡᠰᠢ ᠤᠮᠠᠷᠠᠰᠢ ᠪᠠᠨ 35km ᠦᠷᠬᠡᠨ᠂ ᠨᠡᠶᠢᠳᠠ 2145.4 ᠲᠡᠭᠰᠢ ᠲᠦᠷᠪᠡᠯᠵᠢᠨ km ᠨᠤᠳᠤᠭ ᠲᠡᠪᠢᠰᠬᠡᠷ ᠲᠠᠢ᠂ 54 ᠲᠦᠮᠡᠨ ᠬᠦᠮᠦᠨ ᠠᠮᠠ  ᠲᠠᠢ ᠰᠢᠶᠠᠨ ᠤ ᠲᠡᠰ ᠤᠨ ᠲᠤᠭᠤᠷᠢᠭ ᠪᠤᠯᠤᠨ᠎ᠠ᠃ ᠤᠷᠳᠤᠰ ᠤᠨ ᠤᠯᠤᠰ ᠲᠦᠷᠦ᠂ ᠠᠵᠤ ᠠᠬᠤᠢ᠂ ᠰᠤᠶᠤᠯ᠂ ᠰᠢᠨᠵᠢᠯᠡᠭᠡ ᠮᠡᠷᠬᠡᠵᠢᠯ᠂ ᠵᠠᠮ ᠬᠠᠷᠢᠯᠴᠠᠭ᠎ᠠ ᠰᠤᠷᠠᠭ ᠴᠢᠮᠡᠭᠡ ᠶᠢᠨ ᠴᠢᠬᠤᠯᠠ ᠤᠷᠤᠨ ᠪᠤᠯᠤᠨ᠎ᠠ᠃ ᠨᠠᠶᠢᠳᠠ 3 ᠪᠠᠯᠭᠠᠰᠤ᠂ 12 ᠵᠡᠬᠡᠯᠢ ᠭᠤᠳᠤᠮᠵᠢ ᠶᠢᠨ ᠬᠡᠷᠡᠭ ᠡᠷᠬᠢᠯᠡᠬᠦ ᠭᠠᠵᠡᠷ᠂ 2 ᠨᠡᠬᠡᠬᠡᠯᠳᠡ ᠶᠢᠨ ᠲᠤᠭᠤᠷᠢᠭ ᠲᠠᠢ ᠪᠦᠬᠡᠳ 72 ᠨᠡᠶᠢᠬᠡᠮ ᠲᠤᠭᠤᠷᠢᠭ᠂ 27 ᠵᠠᠰᠠᠭ ᠵᠠᠬᠢᠷᠭᠠᠨ ᠤ ᠲᠤᠰᠬᠤᠨ ᠲᠠᠢ᠂ ᠮᠤᠩᠭᠤᠯ᠂ ᠬᠤᠳᠤᠩ᠂ ᠮᠠᠨᠵᠤ ᠵᠡᠷᠬᠡ 24 ᠴᠦᠬᠡᠨ ᠲᠤᠭᠠᠳᠤ ᠦᠨᠳᠦᠰᠦᠳᠡᠨ ᠲᠠᠢ ᠪᠦᠬᠡᠳ ᠮᠤᠩᠭᠤᠯ ᠦᠨᠳᠦᠰᠦᠳᠡᠨ ᠤ ᠬᠦᠮᠦᠨ ᠠᠮᠠ ᠨᠢ ᠨᠡᠶᠢᠳᠠ 37494 ᠪᠠᠶᠢᠵᠤ᠂ ᠪᠦᠬᠦ ᠬᠦᠮᠦᠨ ᠠᠮᠠ ᠶᠢᠨ 7 % ᠶᠢ ᠡᠵᠡᠯᠡᠨ᠎ᠡ᠃ ᠨᠢᠬᠡ᠂ ᠲᠡᠤᠬᠡ ᠶᠢᠨ ᠤᠯᠠᠷᠢᠯ ᠬᠤᠪᠢᠷᠠᠯ     ᠳ᠋ᠦᠩᠱᠧᠩ ᠲᠤᠭᠤᠷᠢᠭ ᠤᠨ ᠶᠡᠬᠡᠩᠬᠢ ᠭᠠᠵᠡᠷ ᠨᠢ ᠤᠤᠯ ᠳᠤ ᠪᠠᠨ ᠤᠷᠳᠤᠰ ᠵᠡᠬᠦᠨ ᠭᠠᠷ ᠤᠨ ᠲᠤᠮᠳᠠᠳᠤ ᠬᠤᠰᠢᠭᠤ ︵ᠵᠢᠶᠦ᠋ᠨ ᠸᠠᠩ ᠬᠤᠰᠢᠭᠤ︶ ᠪᠤᠯᠤᠨ ᠤᠷᠳᠤᠰ ᠪᠠᠷᠠᠭᠤᠨ ᠭᠠᠷ ᠤᠨ ᠡᠮᠦᠨᠡᠳᠤ ᠠᠳᠠᠭ ᠬᠤᠰᠢᠭᠤ ︵ᠵᠠᠰᠠᠭ ᠬᠤᠰᠢᠭᠤ︶ ᠶᠢᠨ ᠨᠤᠳᠤᠭ ᠪᠠᠶᠢᠵᠠᠢ᠃         ᠴᠢᠩ ᠤᠯᠤᠰ ᠤᠨ ᠪᠦᠷᠢᠨᠳᠤ ᠵᠠᠰᠠᠭᠴᠢ ᠶᠢᠨ ᠦᠶ᠎ᠡ ᠳᠤ ᠱᠠᠨ ᠰᠢ᠂ ᠱᠠᠨᠰᠢ ᠵᠡᠷᠬᠡ ᠭᠠᠵᠡᠷ ᠤᠳ ᠤᠨ ᠬᠤᠳᠠᠯᠳᠤᠭᠠᠴᠢᠨ ᠠᠷᠦ ᠭᠠᠵᠡᠷ ᠲᠤ ᠠᠷᠠᠯᠵᠢᠶ᠎ᠠ ᠬᠢᠬᠦ ᠶᠢᠨ ᠲᠠᠭᠠᠤ ᠠᠳᠠᠷ ᠬᠠᠭᠠᠯᠪᠤᠷᠢᠯᠠᠵᠤ᠂ ᠲᠤᠬᠠᠢ ᠶᠢᠨ ᠭᠠᠵᠡᠷ ᠤᠨ ᠬᠦᠮᠦᠰ ᠲᠠᠢ ᠠᠵᠤ ᠠᠬᠤᠢ ᠶᠢᠨ ᠬᠠᠷᠢᠴᠠᠭ᠎ᠠ ᠬᠤᠯᠪᠤᠭ᠎ᠠ ᠪᠠᠶᠢᠭᠤᠯᠵᠠᠢ᠃     ᠴᠢᠩ ᠤᠯᠤᠰ ᠤᠨ ᠪᠠᠳᠠᠷᠠᠭᠤᠯᠳᠤ ᠲᠦᠷᠦ ᠶᠢᠨ ᠦᠶᠡᠰ᠂ ᠠᠷᠦ ᠭᠠᠵᠡᠷ ᠤᠷᠤᠵᠤ ᠢᠷᠡᠭᠰᠡᠨ ᠬᠤᠳᠠᠯᠳᠤᠭᠠᠴᠢᠳ ᠤᠯᠠᠮ ᠢᠶᠠᠷ ᠤᠯᠠᠰᠢᠷᠠᠨ ᠨᠤᠳᠤᠭᠰᠢᠵᠤ ᠰᠠᠭᠤᠭᠰᠠᠨ ᠢᠶᠠᠷ ᠠᠳᠠᠷ ᠬᠠᠭᠠᠯᠪᠤᠷᠢᠯᠠᠭᠰᠠᠨ ᠲᠠᠯᠠᠪᠠᠢ ᠢᠳᠡᠭ ᠢᠳᠡᠭ ᠢᠶᠠᠷ ᠨᠡᠮᠡᠭᠳᠡᠵᠤ᠂ ᠮᠠᠯ ᠤᠨ ᠪᠡᠯᠴᠢᠬᠡᠷ ᠡᠳᠦᠷ ᠠᠴᠠ ᠡᠳᠦᠷ ᠢᠪᠴᠦᠦᠷᠠᠭᠠᠳ᠂ ᠨᠤᠳᠤᠭ ᠤᠨ ᠮᠤᠩᠭᠤᠯ ᠮᠠᠯᠴᠢᠳ ᠤᠨ ᠴᠦᠬᠡᠩᠬᠢ ᠨᠢ ᠮᠠᠯᠵᠢᠬᠤ ᠪᠠᠨ ᠪᠤᠯᠢᠵᠤ᠂ ᠲᠠᠷᠢᠶᠠᠯᠠᠭᠰᠠᠨ ᠢ ᠭᠠᠷᠭᠠᠪᠠᠯ᠂ ᠤᠯᠠᠩᠬᠢ ᠨᠢ ᠰᠢᠬᠠᠯᠳᠠ ᠲᠤᠤᠷ᠎ᠠ ᠤᠳᠤᠭ᠂ ᠬᠠᠩᠬᠢᠨ ᠵᠡᠷᠬᠡ ᠭᠠᠵᠡᠷ ᠤᠳ ᠲᠤ ᠨᠡᠬᠦᠨ ᠤᠴᠢᠵᠤ᠂ ᠪᠡᠯᠴᠢᠬᠡᠷ ᠤᠰᠤ ᠶᠢ ᠲᠠᠭᠠᠨ ᠨᠤᠳᠤᠭᠯᠠᠵᠠᠢ᠃     ᠴᠢᠩ ᠤᠯᠤᠰ ᠤᠨ ᠲᠦᠷᠦ ᠠᠴᠠ ᠠᠷᠠᠳ ᠢᠷᠬᠡᠳ ᠤᠨ ᠬᠡᠷᠡᠭ ᠶᠠᠪᠤᠳᠠᠯ ᠢ ᠬᠠᠮᠢᠶᠠᠷᠬᠤ ᠶᠢᠨ ᠲᠤᠰᠠᠳᠠ᠂ ᠪᠠᠳᠠᠷᠠᠭᠤᠯᠳᠤ ᠲᠦᠷᠦ ᠶᠢᠨ ᠭᠤᠴᠢᠨ ᠭᠤᠷᠪᠠᠳᠤᠭᠠᠷ ᠤᠨ ︵1907 ᠤᠨ︶ ᠳᠤ ᠳ᠋ᠦᠩᠱᠧᠩ ᠲᠢᠩᠬᠢᠮ ᠢ ᠪᠠᠶᠢᠭᠤᠯᠤᠨ᠂ ᠶᠡᠭᠡ ᠵᠤᠤ ᠠᠶᠢᠮᠠᠭ ᠤᠨ ᠲᠤᠮᠳᠠ ᠡᠮᠦᠨ᠎ᠡ ᠬᠡᠰᠡᠭ ᠤᠨ ᠠᠳᠠᠷ ᠬᠠᠭᠠᠯᠪᠤᠷᠢᠯᠠᠬᠤ ᠤᠷᠤᠨ ᠢ ᠬᠠᠮᠢᠶᠠᠷᠤᠭᠤᠯᠪᠠ᠃ ᠡᠨᠡ ᠨᠢ ᠱᠠᠨᠰᠢ ᠮᠤᠵᠢ ᠶᠢᠨ ᠬᠦᠢ ᠰᠦᠢ ᠳ᠋ᠤᠤ ᠶᠢᠨ ᠰᠢᠭᠤᠳ ᠬᠠᠷᠢᠶᠠᠨ ᠬᠡᠷᠡᠮ ᠤᠨ ᠭᠠᠳᠠᠨᠠᠬᠢ ᠠᠷᠪᠡᠨ ᠬᠤᠶᠡᠷ ᠲᠢᠩᠬᠢᠮ ᠤᠨ ᠨᠢᠬᠡ ᠨᠢ ᠪᠤᠯᠤᠨ᠎ᠠ᠃     ᠢᠷᠬᠡᠨ ᠤᠯᠤᠰ ᠤᠨ ᠲᠡᠷᠢᠬᠦᠨ ᠤᠨ ︵1912 ᠤᠨ︶ ᠳᠤ ᠳ᠋ᠦᠩᠱᠧᠩ ᠲᠢᠩᠬᠢᠮ ᠢ ᠳ᠋ᠦᠩᠱᠧᠩ ᠰᠢᠶᠠᠨ ᠪᠤᠯᠭᠠᠨ ᠬᠠᠯᠠᠭᠠᠳ᠂ ᠰᠦᠢ ᠶᠤᠸᠠᠨ ᠲᠤᠰᠬᠠᠢ ᠵᠠᠰᠠᠭ ᠵᠠᠬᠢᠷᠭᠠᠨ ᠤ ᠤᠷᠤᠨ ᠳᠤ ᠬᠠᠷᠢᠶᠠᠯᠠᠭᠤᠯᠵᠤ᠂ ᠰᠢᠶᠠᠨ ᠤ ᠵᠠᠰᠠᠭ ᠤᠨ ᠤᠷᠳᠤᠨ ᠢ ᠪᠤᠭᠤᠳᠤ ᠶᠢᠨ ᠸᠧᠠ ᠴᠢᠦᠢ ᠭᠤᠳᠤᠮᠵᠢᠨ ᠳᠤ ᠰᠠᠭᠤᠯᠭᠠᠵᠠᠢ᠃      ᠢᠷᠬᠡᠨ ᠤᠯᠤᠰ ᠤᠨ ᠠᠷᠪᠠᠨ ᠲᠤᠯᠤᠳᠤᠭᠠᠷ ᠤᠨ ︵1928 ᠤᠨ︶ ᠳᠤ ᠲᠤᠰᠬᠠᠢ ᠵᠠᠰᠠᠭ ᠵᠠᠬᠢᠷᠭᠠᠨ ᠤ ᠤᠷᠤᠨ ᠢ ᠦᠬᠡᠶᠢᠰᠬᠡᠬᠡᠳ᠂ ᠰᠦᠢ ᠶᠤᠸᠠᠨ ᠮᠤᠵᠢ ᠶᠢ ᠪᠠᠶᠢᠭᠤᠯᠤᠭᠰᠠᠨ ᠢᠶᠠᠷ ᠳ᠋ᠦᠩᠱᠧᠩ ᠰᠢᠶᠠᠨ ᠲᠤᠰ ᠮᠤᠵᠢ ᠳᠤ ᠬᠠᠷᠢᠶ᠋ᠯᠠᠭᠳᠠᠵᠤ᠂ ᠰᠢᠶᠠᠨ ᠤ ᠵᠠᠰᠠᠭ ᠤᠨ ᠤᠷᠳᠤᠨ ᠨᠢ ᠪᠤᠭᠤᠳᠤ ᠠᠴᠠ ᠲᠤᠤ ᠶᠢᠦ ᠹᠠᠩ ᠳᠤ ᠨᠡᠬᠦᠵᠠᠢ᠃    ᠢᠷᠬᠡᠨ ᠤᠯᠤᠰ ᠤᠨ ᠬᠤᠷᠢᠳᠤᠭᠠᠷ ᠤᠨ ︵1931 ᠤᠨ︶ ᠳᠤ ᠰᠢᠶᠠᠨ ᠤ ᠵᠠᠰᠠᠭ ᠤᠨ ᠤᠷᠳᠤᠨ ᠨᠢ ᠲᠤᠤ ᠶᠢᠦ ᠹᠠᠩ ᠠᠴᠠ ᠶᠠᠩ ᠴᠡᠩ ᠬᠤᠤ ᠶᠢᠨ ᠰᠢᠪᠡᠷ ᠬᠦᠷᠢᠶ᠎ᠠ ᠲᠠᠢ ᠵᠢᠵᠢᠭᠬᠡᠨ ᠰᠠᠭᠤᠷᠢᠨ ᠳᠤ ︵ᠡᠳᠦᠬᠡ  ᠶᠢᠨ ᠳ᠋ᠦᠩᠱᠧᠩ ᠤᠨ ᠬᠤᠳᠠ ᠶᠢᠨ ᠲᠤᠭᠤᠷᠢᠭ ᠤᠨ ᠬᠤᠶᠢᠳᠤ ᠬᠡᠰᠡᠭ︶ ᠰᠢᠯᠵᠢᠨ ᠪᠠᠭᠤᠵᠠᠢ᠃    ᠢᠷᠬᠡᠨ ᠤᠯᠤᠰ ᠤᠨ ᠬᠤᠷᠢ ᠶᠢᠰᠦᠳᠦᠬᠡᠷ ᠤᠨ ︵1940 ᠤᠨ︶ ᠳᠤ ᠰᠦᠢ ᠶᠤᠸᠠᠨ ᠮᠤᠵᠢ ᠶᠢᠨ ᠭᠤᠷᠪᠠᠳᠤᠭᠠᠷ ᠲᠤᠭᠤᠷᠢᠭ ᠤᠨ ᠵᠠᠰᠠᠭ ᠵᠠᠬᠢᠷᠭᠠᠨ ᠤ ᠬᠢᠨᠠᠨ ᠪᠠᠶᠢᠴᠠᠭᠠᠬᠤ ᠲᠤᠰᠬᠠᠢ ᠲᠤᠰᠢᠶᠠᠯᠳᠠᠨ ᠤ ᠵᠠᠬᠢᠷᠭ᠎ᠠ ᠪᠠᠶᠢᠭᠤᠯᠤᠭᠳᠠᠭᠰᠡᠨ ᠳᠤ ᠳ᠋ᠦᠩᠱᠧᠩ ᠰᠢᠶᠠᠨ ᠲᠤᠰ ᠵᠠᠬᠢᠷᠭ᠎ᠠ ᠳᠤ ᠰᠢᠭᠤᠳ ᠵᠠᠬᠢᠷᠤᠭᠳᠠᠵᠠᠢ᠃ 1949 ᠤᠨ ᠳᠤ ᠰᠦᠢ ᠶᠤᠸᠠᠨ ᠤ ︽9 ᠊ 19︾ ᠤ ᠪᠤᠰᠤᠯᠭ᠎ᠠ ᠪᠠᠷ ᠪᠦᠬᠦ ᠰᠢᠶᠠᠨ ᠨᠠᠶᠢᠷᠠᠮᠳᠠᠯ ᠢᠶᠠᠷ ᠴᠢᠯᠦᠬᠡᠯᠡᠭᠳᠡᠪᠡ᠃ 1950 ᠤᠨ ᠤ 3 ᠳ᠋ᠤᠭᠠᠷ ᠰᠠᠷ᠎ᠠ ᠳᠤ᠂ ᠰᠢᠶᠠᠨ ᠤ ᠠᠷᠠᠳ ᠤᠨ ᠵᠠᠰᠠᠭ ᠤᠨ ᠤᠷᠳᠤᠨ ᠪᠠᠶᠢᠭᠤᠯᠤᠭᠳᠠᠵᠤ᠂ ᠰᠦᠢ ᠶᠤᠸᠠᠨ ᠮᠤᠵᠢ ᠶᠢᠨ ᠶᠡᠭᠡ ᠵᠤᠤ ᠴᠢᠭᠤᠯᠭᠠᠨ ᠤ ᠦᠪᠡᠷᠳᠡᠬᠡᠨ ᠵᠠᠰᠠᠬᠤ ᠤᠷᠤᠨ ᠳᠤ ᠬᠠᠮᠢᠶᠠᠷᠤᠭᠳᠠᠪᠠ᠃ 1953 ᠤᠨ ᠳᠤ᠂ ᠦᠪᠦᠷ ᠮᠤᠩᠭᠤᠯ ᠤᠨ ᠦᠪᠡᠷᠳᠡᠬᠡᠨ ᠵᠠᠰᠠᠬᠤ ᠤᠷᠤᠨ ᠪᠤᠯᠤᠨ ᠰᠦᠢ ᠶᠤᠸᠠᠨ ᠮᠤᠵᠢ ᠶᠢ ᠨᠡᠶᠢᠯᠡᠬᠦᠯᠦᠭᠰᠡᠨ ᠤ ᠬᠤᠶᠢᠨ᠎ᠠ᠂ ᠦᠪᠦᠷ ᠮᠤᠩᠭᠤᠯ ᠤᠨ ᠦᠪᠡᠷᠳᠡᠬᠡᠨ ᠵᠠᠰᠠᠬᠤ ᠤᠷᠤᠨ ᠤ ᠶᠡᠭᠡ ᠵᠤᠤ ᠠᠶᠢᠮᠠᠭ ᠤᠨ ᠬᠠᠷᠢᠶ᠎ᠠ ᠰᠢᠶᠠᠨ ᠪᠤᠯᠭᠠᠪᠠ᠃     ᠳ᠋ᠦᠩᠱᠧᠩ ᠰᠢᠶᠠᠨ ᠪᠠᠶᠢᠭᠤᠯᠤᠭᠳᠠᠭᠰᠡᠨ ᠡᠬᠢᠨ ᠤ ᠦᠶ᠎ᠡ ᠳᠤ ᠬᠠᠷᠢᠶᠠᠳᠤ ᠭᠠᠵᠡᠷ ᠨᠢ ᠤᠳᠤᠬᠢ ᠲᠤᠭᠤᠷᠢᠭ  ᠤᠨ ᠶᠡᠬᠡᠩᠬᠢ ᠬᠡᠰᠡᠭ ᠭᠠᠵᠡᠷ ᠤᠷᠤᠨ ᠪᠤᠯᠤᠨ ᠵᠢᠶᠦ᠋ᠨ ᠸᠠᠩ᠂ ᠵᠠᠰᠠᠭ᠂ ᠤᠳᠤᠭ ᠵᠡᠷᠬᠡ ᠬᠤᠰᠢᠭᠤᠨ ᠤ ᠬᠢᠳᠠᠳ ᠢᠷᠬᠡᠨ ᠲᠦᠪᠯᠡᠷᠡᠨ ᠰᠠᠭᠤᠭᠰᠠᠨ ᠬᠡᠳᠤᠨ ᠬᠡᠰᠡᠭ ᠭᠠᠵᠡᠷ ᠤᠳ ᠪᠠᠶᠢᠵᠤ᠂ ᠨᠡᠶᠢᠳᠡ ᠵᠡᠬᠦᠨ᠂ ᠪᠠᠷᠠᠭᠤᠨ᠂ ᠤᠷᠳᠤ᠂ ᠬᠤᠶᠢᠳᠤ ᠨᠤᠳᠤᠭ ᠪᠤᠯᠤᠨ ᠦᠷᠳᠡᠭᠡ ᠤᠯᠠᠭ᠎ᠠ ᠶᠢ ᠪᠠᠭᠳᠠᠭᠠᠭᠰᠡᠨ ᠲᠠᠪᠤᠨ ᠨᠤᠳᠤᠭ ︵ᠴᠢᠦᠢ︶ ᠬᠤᠪᠢᠶᠠᠵᠤ ᠪᠠᠶᠢᠪᠠ᠃ ᠢᠷᠬᠡᠨ ᠤᠯᠤᠰ ᠤᠨ ᠬᠤᠷᠢ ᠶᠢᠰᠦᠳᠦᠬᠡᠷ ᠤᠨ ︵1940 ᠤᠨ︶ ᠳᠤ ᠵᠦᠭ ᠪᠠᠶᠢᠷᠢ ᠪᠠᠷ ᠨᠢ ᠢᠯᠭᠠᠪᠤᠷᠢᠯᠠᠭᠰᠠᠨ ᠲᠠᠪᠤᠨ ᠨᠤᠳᠤᠭ ᠢᠶᠠᠨ ᠨᠢᠬᠡᠳᠦᠬᠡᠷ᠂ ᠬᠤᠶᠠᠳᠤᠭᠠᠷ᠂ ᠭᠤᠷᠪᠠᠳᠤᠭᠠᠷ᠂ ᠲᠦᠷᠪᠡᠳᠦᠬᠡᠷ᠂ ᠲᠠᠪᠤᠳᠤᠭᠠᠷ ᠨᠤᠳᠤᠭ ᠬᠡᠵᠤ ᠵᠢᠬᠰᠠᠭᠠᠨ ᠨᠡᠷᠡᠯᠡᠬᠡᠳ᠂ ᠲᠤᠤᠷ᠎ᠠ ᠨᠢ 28 ᠭᠠᠴᠠᠭ᠎ᠠ ᠪᠠᠶᠢᠭᠤᠯᠵᠠᠢ᠃ ᠢᠷᠬᠡᠨ ᠤᠯᠤᠰ ᠤᠨ ᠭᠤᠴᠢᠨ ᠭᠤᠷᠪᠠᠳᠤᠭᠠᠷ ᠤᠨ ︵1944 ᠤᠨ︶ ᠳᠤ ᠨᠤᠳᠤᠭ ︵ᠴᠢᠦᠢ︶ ᠢ ᠦᠬᠡᠶᠢᠰᠬᠡᠬᠡᠳ 16 ᠭᠠᠴᠠᠭ᠎ᠠ ᠪᠠᠶᠢᠭᠤᠯᠵᠤ᠂ ᠲᠠᠷᠠᠭ᠎ᠠ ᠵᠢᠯ ᠨᠢ ᠲᠠᠬᠢᠨ ᠨᠠᠶᠢᠯᠡᠬᠦᠯᠦᠬᠡᠳ 10 ᠭᠠᠴᠠᠭ᠎ᠠ ᠪᠤᠯᠭᠠᠵᠠᠢ᠃ 1949 ᠤᠨ ᠳᠤ ᠬᠡᠰᠡᠭ ᠪᠤᠰᠠᠭ ᠢᠶᠠᠷ ᠲᠠᠷᠬᠠᠵᠤ ᠪᠠᠶᠢᠭᠰᠠᠨ ᠵᠠᠪᠰᠠᠷ ᠤᠨ ᠭᠠᠵᠡᠷ ᠤᠳ ᠢ ᠴᠦᠮ ᠤᠤᠯ ᠬᠤᠰᠢᠭᠤᠨ ᠳᠤ ᠨᠢ ᠪᠤᠴᠠᠭᠠᠵᠠᠢ᠃ 1950 ᠤᠨ ᠳᠤ ︽ᠪᠤᠤ ᠵᠢᠶᠠ ᠶᠢᠨ ᠪᠠᠶᠢᠭᠤᠯᠤᠯ︾ ᠢ ᠲᠠᠶᠠᠭᠳᠠᠵᠤ᠂ ᠰᠢᠨ᠎ᠠ ᠵᠠᠰᠠᠭ ᠪᠠᠶᠢᠭᠤᠯᠤᠭᠠᠳ᠂ ᠪᠦᠬᠦ ᠰᠢᠶᠠᠨ ᠢ 4 ᠨᠤᠳᠤᠭ ᠲᠤ ᠬᠤᠪᠢᠶᠠᠵᠤ᠂ ᠲᠤᠤᠷ᠎ᠠ ᠨᠢ 18 ᠵᠠᠰᠠᠭ ᠵᠠᠬᠢᠷᠭᠠᠨ ᠤ ᠲᠤᠰᠬᠤᠨ  ᠢ ᠪᠠᠶᠢᠭᠤᠯᠤᠭᠰᠠᠨ ᠮᠦᠷᠳᠡᠬᠡᠨ ᠬᠤᠳᠠ ᠳᠤ ᠵᠡᠬᠡᠯᠢ ᠭᠤᠳᠤᠮᠵᠢ ᠶᠢᠨ ᠠᠯᠪᠠᠨ ᠭᠠᠵᠡᠷ ᠭᠠᠷᠭᠠᠵᠠᠢ᠃ 1954 ᠤᠨ  ᠳᠤ ᠲᠦᠷᠪᠡᠳᠦᠬᠡᠷ ᠨᠤᠳᠤᠭ ︵ᠤᠳᠤᠬᠢ ᠶᠢᠨ ᠡᠵᠡᠨ ᠬᠤᠷᠤᠭ᠎ᠠ ᠬᠤᠰᠢᠭᠤᠨ ᠤ ᠲᠠᠪᠢᠨ ᠰᠦᠮ᠎ᠡ ᠤᠷᠴᠢᠮ ᠤᠨ ᠭᠠᠵᠡᠷ︶ ᠢ ᠪᠦᠬᠦᠯᠢ ᠪᠠᠷ ᠨᠢ ᠵᠠᠰᠠᠭ ᠬᠤᠰᠢᠭᠤᠨ ᠳᠤ ᠦᠭᠴᠦ᠂ ᠲᠠᠯᠡᠳ ᠬᠤᠰᠢᠭᠤᠨ ᠤ ᠪᠠᠢ ᠵᠢᠶᠠ ᠯᠢᠶᠠᠩ ᠭᠠᠴᠠᠭ᠎ᠠ ᠶᠢ ᠤᠷᠤᠭᠤᠯᠤᠨ ᠠᠪᠴᠠᠢ᠃ 1956 ᠤᠨ ᠳᠤ ᠪᠠᠰᠠ ᠲᠠᠯᠠᠳ ᠬᠤᠰᠢᠭᠤᠨ ᠤ ᠲᠡᠬᠡᠷᠮ᠎ᠡ ᠶᠢᠨ ᠰᠢᠯᠢ ᠭᠠᠴᠠᠭ᠎ᠠ ᠪᠤᠯᠤᠨ ᠢᠮᠠᠭᠠᠳᠤ ᠭᠠᠴᠠᠭ᠎ᠠ᠂ ᠵᠢᠶᠦ᠋ᠨ ᠸᠠᠩ ᠬᠤᠰᠢᠭᠤᠨ ᠤ ᠰᠠᠷᠳᠠᠭ᠎ᠠ ᠶᠢᠨ ᠰᠦᠮ᠎ᠠ ᠭᠠᠴᠠᠭ᠎ᠠ ᠶᠢ ᠤᠷᠤᠭᠤᠯᠤᠨ ᠠᠪᠤᠭᠠᠳ᠂ ᠪᠦᠬᠦ ᠰᠢᠶᠠᠨ ᠢ 3 ᠨᠤᠳᠤᠭ ᠬᠤᠪᠢᠶᠠᠵᠤ᠂ ᠲᠤᠤᠷ᠎ᠠ ᠨᠢ 12 ᠭᠠᠴᠠᠭ᠎ᠠ᠂ 1 ᠪᠠᠯᠭᠠᠰᠤ ᠪᠠᠶᠢᠭᠤᠯᠪᠠ᠃ 1958 ᠤᠨ ᠳᠤ ᠨᠤᠳᠤᠭ ᠭᠠᠴᠠᠭ᠎ᠠ ᠶᠢ ᠦᠬᠡᠶᠢᠰᠬᠡᠬᠡᠳ 5 ᠠᠷᠠᠳ ᠤᠨ ᠨᠢᠬᠡᠳᠦᠯ᠂ 1 ᠪᠠᠯᠭᠠᠰᠤ ᠭᠠᠷᠭᠠᠵᠤ᠂ ᠰᠡᠬᠦᠯᠡᠷ ᠨᠢ ᠬᠡᠳᠦᠨᠳᠡ ᠬᠤᠪᠢᠶᠠᠭᠰᠠᠨ ᠢᠶᠠᠷ 10 ᠨᠢᠬᠡᠳᠦᠯ᠂ 1 ᠪᠠᠯᠭᠠᠰᠤ ᠪᠤᠯᠭᠠᠵᠠᠢ᠃ 1984 ᠤᠨ  ᠳᠤ ᠬᠤᠳᠠ ᠶᠢᠨ ᠬᠠᠷᠢᠶ᠎ᠠ ᠪᠠᠯᠭᠠᠰᠤ ᠶᠢ ᠦᠬᠡᠶᠢᠰᠭᠡᠬᠡᠳ᠂ ᠬᠤᠳᠠ ᠶᠢᠨ ᠲᠤᠭᠤᠷᠢᠭ ᠲᠤ ᠵᠡᠬᠡᠯᠢ ᠭᠤᠳᠤᠮᠵᠢ ᠶᠢᠨ ᠬᠡᠷᠡᠭ ᠡᠷᠬᠢᠯᠡᠬᠦ ᠭᠠᠵᠡᠷ ᠢ 4 ᠪᠠᠶᠢᠭᠤᠯᠵᠠᠢ᠃ 1987 ᠤᠨ ᠤ 10 ᠰᠠᠷ᠎ᠠ ᠶᠢᠨ 10 ᠤ ᠡᠳᠦᠷ᠂ ᠤᠯᠤᠰ ᠤᠨ ᠶᠠᠪᠤᠳᠠᠯ ᠤᠨ ᠬᠤᠷᠢᠶ᠎ᠠ ᠶᠢᠨ ᠵᠦᠪᠰᠢᠶᠠᠷᠡᠯ ᠢᠶᠠᠷ ᠳ᠋ᠦᠩᠱᠧᠩ ᠰᠢᠶᠠᠨ ᠢ ᠰᠢᠶᠠᠨ ᠤ ᠱᠠᠳᠤ ᠶᠢᠨ ᠬᠤᠳᠠ ᠪᠤᠯᠭᠠᠵᠤ᠂ ᠬᠤᠳᠠ ᠪᠤᠯᠭᠠᠭᠰᠡᠨ ᠶᠡᠭᠡ ᠬᠤᠷᠠᠯ ᠢ 1984 ᠤᠨ ᠤ 1 ᠰᠠᠷ᠎ᠠ ᠶᠢᠨ 18 ᠤ ᠡᠳᠦᠷ ᠬᠢᠵᠠᠢ᠃ 2001 ᠤᠨ ᠤ 9 ᠳ᠋ᠤᠬᠡᠷ ᠰᠠᠷ᠎ᠠ  ᠶᠢᠨ 28 ᠳᠤ ᠳ᠋ᠦᠩᠱᠧᠩ ᠬᠤᠳᠠ ᠶᠢ ᠳ᠋ᠦᠩᠱᠧᠩ ᠲᠤᠭᠤᠷᠢᠭ ᠪᠤᠯᠭᠠᠨ ᠬᠠᠯᠠᠵᠠᠢ᠃     ︽ᠳ᠋ᠦᠩᠱᠧᠩ︾ ᠬᠡᠳᠡᠭ ᠨᠢ ᠯᠢᠶᠤᠤ ᠤᠯᠤᠰ ᠤᠨ ᠦᠶ᠎ᠡ ᠳᠤ ᠵᠸᠦ ᠶᠢᠨ ᠨᠠᠷ᠎ᠠ ᠪᠠᠶᠢᠵᠠᠢ᠃ ᠰᠦᠢ ᠤᠯᠤᠰ  ᠤᠨ ᠪᠠᠢ ᠬᠤᠸᠠᠩ ᠤᠨ ᠬᠤᠷᠢᠳᠤᠭᠠᠷ ᠤᠨ ︵ᠨᠡᠶᠢᠳᠠ ᠶᠢᠨ ᠤᠨ ᠲᠤᠭᠠᠯᠠᠯ ᠤᠨ 600 ᠤᠨ︶ ᠡᠳᠦᠬᠡ  ᠶᠢᠨ ᠵᠡᠭᠦᠨᠭᠠᠷ ᠬᠤᠰᠢᠭᠤᠨ ᠤ ᠱᠢ ᠡᠯ ᠯᠢᠶᠠᠨ ᠴᠧᠩ ︵十二连城︶ ᠳᠤ ᠱᠧᠩ ᠵᠸᠦ ᠶᠢ ᠪᠠᠶᠢᠭᠤᠯᠵᠠᠢ᠃ ᠯᠢᠶᠤᠤ ᠤᠯᠤᠰ ᠤᠨ ᠱᠸᠡ ᠽᠧ ᠶᠢᠨ ᠲᠡᠷᠢᠬᠦᠨ ᠤᠨ ︵ᠨᠡᠶᠢᠳᠠ ᠶᠢᠨ ᠤᠨ ᠲᠤᠭᠠᠯᠠᠯ ᠤᠨ 916 ᠤᠨ︶ ᠳᠤ ᠯᠢᠶᠤᠤ ᠤᠯᠤᠰ ᠤᠨ ᠴᠡᠷᠢᠭ᠂ ᠱᠧᠩ ᠵᠸᠦ ᠬᠤᠳᠠ ᠶᠢ ᠪᠠᠶᠢᠯᠳᠤᠨ ᠡᠵᠡᠯᠡᠬᠡᠳ᠂ ᠰᠠᠭᠤᠭᠠᠯᠢ ᠠᠷᠠᠳ ᠢ ᠨᠢ ᠬᠠᠳᠤᠨ ᠭᠤᠤᠯ ᠤᠨ ᠵᠡᠬᠦᠨ ᠪᠡᠶ᠎ᠡ ᠳᠤ ᠨᠡᠬᠦᠯᠬᠡᠨ ᠰᠠᠭᠤᠯᠭᠠᠵᠤ᠂ ᠤᠳᠤ ᠶᠢᠨ ᠲᠤᠭᠳᠠᠬᠤ ᠰᠢᠶᠠᠨ ᠤ ᠳ᠋ᠠ ᠬᠤᠸᠠᠩ ᠴᠧᠩ ᠬᠤᠳᠠ ᠶᠢᠨ ᠪᠠᠭᠤᠷᠢ ᠳᠤ ᠳ᠋ᠦᠩᠱᠧᠩ ᠵᠸᠦ ᠶᠢ ᠪᠠᠶᠢᠭᠤᠯᠤᠭᠰᠠᠨ ᠪᠠᠶᠢᠨ᠎ᠠ᠃ ︽ᠳ᠋ᠦᠩᠱᠧᠩ︾ ᠬᠡᠳᠡᠭ ᠨᠡᠷ᠎ᠡ ᠨᠢ ᠤᠤᠯ ᠤᠨ ᠱᠧᠩ ᠵᠸᠦ ᠶᠢᠨ ᠵᠡᠬᠦᠨᠳᠠᠢ ᠬᠡᠰᠡᠨ ᠤᠳᠬ᠎ᠠ ᠲᠠᠢ ᠶᠤᠮ᠃
ᠢᠷᠡᠯᠲᠡ᠄ ᠳ᠋ᠥᠩᠱᠧᠩ ᠲᠣᠭᠤᠷᠢᠭ ᠤᠨ ᠠᠷᠠᠳ ᠤᠨ ᠵᠠᠰᠠᠭ ᠤᠨ ᠣᠷᠳᠣᠨ ᠤ ᠰᠦᠯᠵᠢᠶ᠎ᠡ