︽ᠳ᠋ᠦᠩᠱᠧᠩ︾ ᠤᠨ ᠢᠷᠡᠯᠳᠠ
ᠨᠡᠶᠢᠲᠡᠯᠡᠭᠰᠡᠨ ᠴᠠᠭ᠄
2022/11/10
       ᠳ᠋ᠦᠩᠱᠧᠩ ᠲᠤᠭᠤᠷᠢᠭ ᠴᠢᠩ ᠤᠯᠤᠰ ᠤᠨ ᠦᠶ᠎ᠡ ᠳᠤ ᠠᠳᠡᠬᠢ ᠶᠡᠬᠡᠩᠬᠢ ᠬᠡᠰᠡᠭ ᠭᠠᠵᠡᠷ ᠨᠢ ᠤᠷᠳᠤᠰ ᠤᠨ ᠵᠡᠬᠦᠨ ᠭᠠᠷᠤᠨ ᠲᠤᠮᠳᠠᠳᠤ ᠬᠤᠰᠢᠭᠤᠨ ᠤ ᠬᠠᠷᠢᠶᠠᠳᠤ ᠭᠠᠵᠡᠷ ᠪᠠᠶᠢᠵᠠᠢ᠃ ᠴᠢᠩ ᠤᠯᠤᠰ ᠤᠨ ᠰᠡᠬᠦᠯᠴᠢ ᠶᠢᠨ ᠦᠶ᠎ᠡ ᠠᠴᠠ ᠡᠬᠢᠯᠡᠵᠤ  ᠠᠳᠠᠷ ᠬᠠᠭᠠᠯᠪᠤᠷᠢᠯᠠᠨ ᠱᠠᠨᠰᠢ ᠮᠤᠵᠢ ᠶᠢᠨ ᠬᠢᠵᠠᠭᠠᠷ ᠤᠷᠤᠨ ᠤ ᠬᠢᠳᠠᠳ ᠦᠨᠳᠦᠰᠦᠳᠡᠨ ᠶᠡᠭᠡ ᠬᠡᠮᠵᠢᠶ᠎ᠡ ᠪᠠᠷ ᠤᠷᠤᠵᠤ ᠢᠷᠡᠬᠡᠳ ᠳ᠋ᠦᠩᠱᠧᠩ ᠲᠢᠩ ᠪᠠᠶᠢᠭᠤᠯᠵᠤ ᠪᠠᠶᠢᠭᠠᠳ ᠢᠷᠬᠡᠨ ᠤᠯᠤᠰ ᠤᠨ ᠡᠬᠢᠨ ᠤ ᠦᠶ᠎ᠡ ᠳᠤ  ᠳ᠋ᠦᠩᠱᠧᠩ ᠰᠢᠶᠠᠨ ᠪᠤᠯᠭᠠᠨ ᠦᠬᠡᠷᠡᠴᠢᠯᠡᠭᠰᠡᠨ ᠪᠤᠯᠪᠠᠴᠦ ᠪᠤᠳᠠᠳᠠᠢ ᠵᠠᠬ᠎ᠠ ᠬᠢᠵᠠᠭᠠᠷ ᠬᠡᠵᠤ ᠦᠬᠡᠢ᠂ ᠤᠤᠯ ᠤᠨ ᠦᠤᠰᠢᠨ ᠵᠠᠰᠠᠭ ᠬᠤᠶᠡᠷ ᠬᠤᠰᠢᠭᠤᠨ ᠤ ᠰᠠᠪᠠ ᠭᠠᠵᠡᠷ᠂ ᠵᠢᠶᠦ᠋ᠨ ᠸᠠᠩ ᠬᠤᠰᠢᠭᠤᠨ ᠤ ᠶᠡᠬᠡᠩᠬᠢ ᠬᠡᠰᠡᠭ ᠭᠠᠵᠡᠷ᠂ ᠤᠳᠤᠭ᠂ ᠦᠤᠰᠢᠨ᠂ ᠬᠠᠩᠬᠢᠨ ᠵᠡᠷᠬᠡ ᠬᠤᠰᠢᠭᠤᠨ ᠤ ᠰᠠᠪᠠ ᠭᠠᠵᠡᠷ ᠤᠨ ᠬᠢᠳᠠᠳ ᠦᠨᠳᠦᠰᠦᠳᠡᠨ ᠪᠠᠷᠤᠭ ᠪᠦᠷ  ᠠᠳᠡ ᠬᠠᠮᠢᠶᠠᠷᠤᠭᠳᠠᠵᠤ ᠪᠠᠶᠢᠵᠠᠢ᠃ ᠴᠢᠯᠦᠬᠡᠯᠡᠭᠳᠡᠭᠰᠡᠨ ᠤ ᠲᠠᠷᠠᠭ᠎ᠠ ᠰᠠᠶ᠋ᠢ ᠵᠢᠩᠬᠢᠨᠢ ᠵᠠᠬ᠎ᠠ ᠬᠢᠵᠠᠭᠠᠷ ᠲᠠᠢ ᠪᠤᠯᠪᠠ᠃       ︽ᠳ᠋ᠦᠩᠱᠧᠩ︾ ᠬᠡᠳᠡᠭ ᠪᠤᠯ ᠬᠢᠳᠠᠳ ᠦᠬᠡ᠂ ᠡᠷᠳᠡᠨ ᠤ ᠵᠸᠦ ᠸᠧᠢ ᠶᠢᠨ ᠨᠠᠷ᠎ᠠ᠃ ᠡᠷᠳᠡᠨ ᠤ ᠦᠶ᠎ᠡ ᠳᠤ ︽ᠱᠧᠩ︾ ᠬᠡᠳᠡᠭ ᠦᠬᠡ ᠨᠢ ᠤᠮᠠᠷᠠᠳᠤ ᠤᠷᠤᠨ ᠤ ᠦᠨᠳᠦᠰᠦᠳᠡᠨ ᠢ ᠢᠯᠠᠬᠤ ᠪᠤᠶᠤ ᠰᠡᠷᠬᠡᠶᠢᠯᠡᠬᠦ ᠬᠡᠰᠡᠨ ᠲᠠᠯᠳᠠ ᠤᠳᠬ᠎ᠠ ᠶᠢ ᠠᠬᠤᠭᠤᠯᠵᠤ ᠪᠠᠶᠢᠵᠠᠢ᠃ ᠳ᠋ᠦᠩᠱᠧᠩ ᠬᠡᠳᠡᠭ ᠨᠠᠷ᠎ᠠ ᠪᠠ ᠡᠨᠡ ᠬᠦ ᠵᠠᠰᠠᠭ ᠵᠠᠬᠢᠷᠭᠠᠨ ᠤ ᠪᠠᠶᠢᠭᠤᠯᠤᠮᠵᠢ ᠨᠢ ᠬᠠᠮᠤᠭ ᠡᠷᠳᠡ ᠪᠠᠷᠤᠭ ᠰᠦᠢ ᠤᠯᠤᠰ ᠤᠨ ᠡᠬᠢᠨ ᠤ ᠦᠶ᠎ᠡ ᠠᠴᠠ ᠡᠬᠢᠯᠡᠵᠡᠢ᠃ ᠰᠦᠢ ᠤᠯᠤᠰ ᠤᠨ ᠡᠬᠢᠨ ᠤ ᠦᠶ᠎ᠡ ᠪᠠᠷ ᠪᠤᠷᠤᠳᠤᠬᠤᠢ ᠶᠢᠨ ᠵᠡᠬᠦᠨ ᠬᠦᠪᠡᠭᠡ ︵ᠡᠳᠦᠬᠡ ᠶᠢᠨ ᠵᠡᠭᠦᠨᠭᠠᠷ ᠬᠤᠰᠢᠭᠤᠨ ᠤ ᠱᠢ ᠡᠯ ᠯᠢᠶᠠᠨ ᠴᠧᠩ ᠳᠤ ᠱᠧᠩ ᠵᠸᠦ ᠶᠢ ᠪᠠᠶᠢᠭᠤᠯᠵᠤ᠂ ︽ᠱᠧᠩ︾ ᠬᠡᠰᠡᠨ ᠦᠬᠡ ᠵᠢᠩᠬᠢᠨᠢ ᠪᠠᠷ ᠪᠤᠢ ᠪᠤᠯᠤᠭᠰᠠᠨ ᠶᠤᠮ᠃ ᠰᠡᠭᠦᠯ ᠳᠤ ᠯᠢᠶᠠᠩ ᠰᠢ ᠳ᠋ᠦ᠋ ᠶᠢᠨ ᠬᠠᠷᠢᠶᠠᠨ ᠤ ᠭᠠᠵᠠᠷ ᠪᠤᠯᠵᠤ ᠪᠠᠶᠢᠪᠠ᠃ ᠲᠠᠩ ᠤᠯᠤᠰ ᠤᠨ ᠴᠡᠷᠢᠭ ᠯᠢᠶᠠᠩ ᠰᠢ ᠳ᠋ᠦ᠋ ᠶᠢ ᠰᠦᠨᠦᠭᠡᠵᠦ ᠱᠧᠩ ᠵᠸᠦ ᠶᠢ ᠱᠧᠩ ᠵᠸᠦ ᠢᠦᠢ ᠯᠢᠨ ᠵᠢᠶᠦ᠋ᠨ ᠪᠤᠯᠭᠠᠨ‌ᠦᠭᠡᠷᠡᠴᠢᠯᠡᠪᠡ᠃ ᠲᠠᠩ ᠤᠯᠤᠰ ᠤᠨ ᠰᠡᠭᠦᠯᠴᠢ ᠪᠤᠯᠬᠤ ᠳᠤ ᠰᠢᠪᠡᠭᠡ ᠦᠨᠳᠦᠰᠦᠲᠡᠨ ᠤ ᠨᠢᠭᠡ ᠰᠠᠯᠠᠭ᠎ᠠ ᠲᠦᠪᠡ ᠦᠨᠳᠦᠰᠦᠲᠡᠨ ᠡᠵᠡᠯᠡᠨ ᠰᠠᠭᠤᠵᠤ ᠪᠠᠶᠢᠵᠠᠢ᠃ ᠰᠦᠩ ᠤᠯᠤᠰ ᠤᠨ ᠦᠶ᠎ᠡ ᠪᠤᠯᠬᠤ ᠳᠤ ᠲᠠᠩᠭᠤᠳ ᠭᠦᠴᠦᠷᠬᠡᠭᠵᠢᠭᠡᠳ ᠪᠠᠷᠠᠭᠤᠨ ᠰᠢᠶᠠ ᠤᠯᠤᠰ ᠢ ᠪᠠᠶᠢᠭᠤᠯᠵᠤ᠂ ᠵᠠᠬ᠎ᠠ ᠬᠢᠵᠠᠭᠠᠷ ᠢᠶᠠᠨ ᠦᠷᠭᠡᠳᠬᠡᠨ ᠪᠤᠷᠤᠲᠤᠬᠤᠢ ᠶᠢ ᠡᠵᠡᠯᠡᠭᠰᠡᠨ ᠲᠤᠯᠠ ᠱᠧᠩ ᠵᠧᠦ ᠢᠦᠢ ᠯᠢᠨ ᠵᠢᠶᠦ᠋ᠨ ᠠᠷᠭ᠎ᠠ ᠪᠤᠰᠤ ᠬᠠᠲᠤᠨ ᠭᠤᠤᠯ ᠤᠨ ᠵᠡᠭᠦᠨ ᠬᠦᠪᠡᠭᠡ ᠳᠤ ᠨᠡᠭᠦᠳᠡᠯᠯᠡᠵᠤ ︽ᠳ᠋ᠦᠩᠱᠧᠩ ᠵᠸᠦ︾ ᠭᠡᠮᠡᠨ ᠨᠡᠷᠡᠶᠢᠳᠦᠭᠡᠳ ᠬᠠᠲᠤᠨ ᠭᠤᠤᠯ ᠤᠨ ᠵᠡᠭᠦᠨ ᠬᠦᠪᠡᠭᠡ ᠳᠤ ᠪᠠᠶᠢᠷᠢᠰᠢᠵᠤ ᠪᠠᠶᠢᠵᠠᠢ᠃ ᠲᠡᠬᠦᠨ ᠠᠴᠠ ᠬᠤᠶᠢᠰᠢ ᠶᠤᠸᠠᠨ ᠤᠯᠤᠰ  ᠤᠨ ᠦᠶ᠎ᠡ ᠪᠤᠯᠲᠠᠯ᠎ᠠ ᠳ᠋ᠦᠩᠱᠧᠩ ᠵᠧᠦ ᠶᠢᠨ ᠪᠠᠶᠢᠷᠢᠰᠢᠯ ᠪᠠ ᠵᠧᠦ ᠶᠢᠨ ᠪᠠᠶᠢᠭᠤᠯᠤᠮᠵᠢ ᠴᠤ ᠬᠤᠪᠢᠷᠠᠭᠰᠠᠨ ᠦᠭᠡᠢ᠃ ᠠᠯᠲᠠᠨ ᠤᠯᠤᠰ ᠤᠨ ᠦᠶ᠎ᠡ ᠳᠤ ᠬᠦᠷᠦᠭᠡᠳ ᠳ᠋ᠦᠩᠱᠧᠩ ᠰᠢᠶᠠᠨ ᠭᠡᠵᠤ ᠦᠭᠡᠷᠡᠴᠢᠯᠡᠵᠤ᠂ ᠮᠢᠩ ᠤᠯᠤᠰ ᠤᠨ ᠦᠶ᠎ᠡ ᠳᠤ ᠳ᠋ᠦᠩᠱᠧᠩ ᠢ ᠵᠡᠭᠦᠨ ᠪᠠᠷᠠᠭᠤᠨ ᠬᠤᠶᠠᠷ ᠸᠧᠢ ᠪᠤᠯᠭᠠᠨ ᠬᠤᠪᠢᠶᠠᠵᠠᠢ᠃ ᠪᠠᠷᠠᠭᠤᠨ ᠸᠧᠢ ᠳᠤᠨᠢ ᠶᠡᠭᠡ ᠵᠤᠤ ᠠᠶᠢᠮᠠᠭ ᠤᠨ ᠵᠡᠭᠦᠨ ᠪᠡᠶ᠎ᠡ ᠬᠠᠷᠢᠶᠠᠯᠠᠭᠳᠠᠵᠤ᠂ ᠵᠡᠭᠦᠨ ᠸᠧᠢ ᠳᠤᠨᠢ ᠲᠦᠮᠡᠳ ᠤᠨ ᠲᠠᠯ᠎ᠠ ᠨᠤᠲᠤᠭ ᠬᠠᠷᠢᠶᠠᠯᠠᠭᠳᠠᠵᠤ ᠪᠠᠶᠢᠪᠠ᠃ ᠮᠢᠩ ᠲᠠᠶᠢᠽᠦ ᠵᠤ᠋ ᠶᠤᠸᠠᠨ ᠵᠠᠩ 1368 ᠤᠨ ᠳᠤ ᠮᠤᠩᠭᠤᠯ ᠤᠨ ᠲᠦᠷᠦ ᠶᠢ ᠲᠦᠯᠬᠢᠨ ᠤᠨᠠᠭᠠᠵᠤ ᠲᠤᠭᠤᠭᠠᠨᠲᠡᠮᠦᠷ ᠬᠠᠭᠠᠨ ᠢ ᠪᠡᠭᠡᠵᠢᠩ ᠠᠴᠠ ᠬᠦᠭᠡᠭᠡᠨ ᠭᠠᠷᠭᠠᠭᠰᠠᠨ ᠪᠤᠯᠪᠠᠴᠦ ᠤᠷᠲᠤ ᠴᠠᠭᠠᠨ ᠬᠡᠷᠡᠮ ᠠᠴᠠ ᠤᠮᠠᠷᠠᠰᠢᠬᠢ ᠦᠷᠭᠡᠨ ᠠᠭᠤᠳᠠᠮ ᠮᠤᠩᠭᠤᠯ ᠤᠨ ᠨᠤᠲᠤᠭ ᠳᠡᠪᠢᠰᠭᠡᠷ ᠢ ᠶᠡᠷᠦ ᠨᠢ ᠡᠷᠬᠡᠰᠢᠶᠡᠯ ᠳ᠋ᠡᠭᠡᠨ‌ᠤᠷᠤᠭᠤᠯᠵᠤ ᠴᠢᠳᠠᠭᠰᠠᠨ ᠦᠭᠡᠢ᠂ ᠮᠤᠩᠭᠤᠯ ᠲᠠᠢ ᠤᠷᠲᠤ ᠬᠤᠭᠤᠴᠠᠭᠠᠨ ᠤ ᠳᠠᠶᠢᠨ ᠬᠢᠵᠤ᠂ ᠵᠠᠷᠢᠮ ᠳᠠᠭᠠᠨ ᠪᠠᠰᠠ ᠢᠯᠠᠭᠳᠠᠯ ᠳᠤ ᠤᠴᠠᠷᠠᠵᠤ ᠪᠠᠶᠢᠯ᠎ᠠ᠃ ᠢᠩᠬᠢᠭᠡᠳ ᠶᠦᠩ ᠯᠧ ᠶᠢᠨ ᠲᠡᠷᠢᠭᠦᠨ ᠤᠨ ︵1403 ᠤᠨ︶  ᠳᠤ ᠳ᠋ᠦᠩᠱᠧᠩ ᠸᠧᠢ ᠪᠠᠨ ᠮᠤᠩᠭᠤᠯ ᠳᠤ ᠠᠯᠳᠠᠪᠠ᠃ 33 ᠵᠢᠯ  ᠤᠨ ᠳᠠᠷᠠᠭ᠎ᠠ ᠵᠸᠡ ᠲᠦᠩ  ᠤᠨ ᠲᠡᠷᠢᠭᠦᠨ ᠤᠨ ︵1436 ᠤᠨ ᠳᠤ︶ ᠮᠤᠩᠭᠤᠯ ᠤᠨ ᠤᠶᠢᠷᠠᠳ ᠤᠨ ᠡᠰᠡᠨ ᠶᠡᠭᠡ ᠴᠡᠷᠢᠭ ᠳᠠᠶᠢᠴᠢᠯᠠᠨ ᠮᠢᠩ ᠤᠯᠤᠰ  ᠤᠨ ᠮᠢᠨ ᠵᠢᠩ᠂ ᠳ᠋ᠠᠲ᠋ᠦ᠋ᠩ ᠵᠡᠷᠭᠡ ᠭᠠᠵᠠᠷ ᠢ ᠴᠤᠬᠢᠵᠤ ᠢᠯᠠᠯᠲᠠ ᠤᠯᠤᠭᠠᠳ ︽ᠲᠤᠮᠤᠪᠤᠤ ᠶᠢᠨ ᠬᠡᠷᠡᠭ ᠬᠤᠪᠢᠰᠤᠯ︾ ᠢ ᠡᠭᠦᠰᠬᠡᠵᠦ᠂ ᠮᠢᠩ ᠤᠯᠤᠰ ᠤᠨ ᠢᠩᠽᠦ᠋ᠩ ᠬᠠᠭᠠᠨ ᠵᠤ᠋ ᠴᠢ ᠵᠸᠡ ᠢ ᠲᠤᠮᠤᠪᠤᠤ  ︵ᠡᠲᠦᠭᠡ  ᠶᠢᠨ ᠾᠧᠪᠸᠢ ᠶᠢᠨ ᠬᠤᠢ ᠯᠸᠢ ᠰᠢᠶᠠᠨ ᠤ ᠵᠡᠭᠦᠨᠲᠠᠢ︶  ᠳᠤ ᠠᠮᠢᠳᠤ ᠪᠠᠷ ᠪᠠᠷᠢᠪᠠ᠃ ᠡᠰᠡᠨ ᠤ ᠴᠡᠷᠢᠭ ᠲᠤᠰ ᠵᠢᠯ ᠤᠨ10 ᠰᠠᠷ᠎ᠠ ᠳᠤ ᠦᠷᠭᠦᠯᠵᠢᠯᠡᠨ ᠪᠡᠭᠡᠵᠢᠩ ᠢ ᠴᠤᠬᠢᠵᠤ᠂ ᠵᠢᠦᠢ ᠶᠦᠩ ᠭᠤᠸᠠᠨ ᠢ ᠦᠩᠭᠡᠷᠡᠭᠡᠳ ᠮᠢᠩ ᠤᠯᠤᠰ ᠢ ᠰᠢᠬᠠᠮᠳᠠᠭᠤᠯᠤᠨ ᠬᠡᠯᠡᠯᠴᠡᠭᠡᠷ ᠬᠢᠭᠰᠡᠨ ᠪᠠᠶᠢᠨ᠎ᠠ᠃ ᠮᠢᠩ ᠤᠯᠤᠰ ᠮᠤᠩᠭᠤᠯ ᠳᠤ ᠮᠠᠰᠢ ᠠᠷᠪᠢᠨ ᠳᠠᠶᠢᠨ ᠤ ᠲᠦᠯᠦᠪᠦᠷᠢ ᠦᠭᠬᠦ ᠠᠴᠠ ᠭᠠᠳᠠᠨ᠎ᠠ ᠬᠠᠮᠤᠭ ᠤᠨ ᠤᠮᠠᠷᠠᠲᠤ ᠬᠢᠵᠠᠭᠠᠷ ᠲᠤ ᠤᠷᠤᠰᠢᠵᠦ ᠪᠠᠶᠢᠭ᠎ᠠ ᠳ᠋ᠦᠩᠱᠧᠩ ᠸᠧᠢ ᠪᠠᠨ ᠤᠷᠬᠢᠵᠤ᠂ ᠮᠤᠩᠭᠤᠯ ᠤᠨ ᠴᠡᠷᠢᠭ ᠴᠤ ᠵᠢᠦᠢ ᠶᠦᠩ ᠭᠤᠸᠠᠨ ᠠᠴᠠ ᠤᠬᠤᠷᠢᠵᠠᠢ᠃ ᠢᠩᠬᠢᠭᠡᠳ ᠳ᠋ᠦᠩᠱᠧᠩ ᠸᠧᠢ ᠶᠢᠨ ᠵᠡᠭᠦᠨ ᠸᠧᠢ ᠨᠢ ᠾᠧᠪᠸᠢ ᠶᠢᠨ ᠯᠤ᠋ ᠯᠥᠩ ︵卢龙︶ ᠳᠤ ᠨᠡᠭᠦᠵᠦ᠂ ᠪᠠᠷᠠᠭᠤᠨ ᠸᠧᠢ ᠨᠢ ᠾᠧᠪᠸᠢ ᠶᠢᠨ ᠽᠦᠨ ᠬᠤᠸᠠ ︵遵化︶ ᠳᠤ ᠨᠡᠭᠦᠵᠤ᠂ ᠮᠢᠩ ᠤᠯᠤᠰ ᠤᠨ ᠰᠡᠭᠦᠯᠴᠢ ᠪᠠᠷ ᠮᠦᠬᠦᠪᠡ᠃ ᠤᠶᠢᠷᠠᠳ ᠤᠨ ᠡᠰᠡᠨ ᠪᠦᠬᠦ ᠮᠤᠩᠭᠤᠯ ᠤᠨ ᠡᠯ᠎ᠡ ᠠᠶᠢᠮᠠᠭ ᠪᠦᠯᠦᠭ ᠢ ᠡᠷᠬᠡᠰᠢᠶᠡᠯ ᠳᠡᠭᠡᠨ ᠤᠷᠤᠭᠤᠯᠤᠭᠰᠠᠨ ᠢᠶᠠᠷ ᠦᠯᠦ ᠪᠠᠷᠠᠨ ᠳ᠋ᠦᠩᠱᠧᠩ ᠸᠧᠢ ᠶᠢ ᠬᠤᠷᠢᠶᠠᠨ ᠠᠪᠤᠭᠠᠳ ᠳᠡᠮᠡᠢ ᠤᠳᠠᠭᠰᠠᠨ ᠦᠭᠡᠢ ᠲᠤᠲᠤᠭᠠᠳᠤ ᠳᠠᠭᠠᠨ ᠬᠠᠭᠠᠴᠠᠯ ᠡᠭᠦᠰᠴᠦ ᠲᠤᠤᠷᠡᠬᠢ ᠲᠦᠰᠢᠮᠡᠯ ᠳᠡᠭᠡᠨ ᠠᠯᠠᠭᠳᠠᠪᠠ᠃ ᠡᠭᠦᠨ ᠤ ᠳᠠᠰᠢᠷᠠᠮ ᠳᠤ ᠵᠡᠭᠦᠨ ᠮᠤᠩᠭᠤᠯ ᠤᠷᠤᠵᠤ ᠢᠷᠡᠨ‌‍ᠳᠦ᠋ᠩᠱᠧᠩ ᠸᠧᠢ ᠨᠢ 12 ᠲᠦᠮᠡᠳ ᠪᠠ ᠤᠷᠳᠤᠰ ᠤᠨ ᠬᠠᠷᠢᠶᠠᠨ ᠤ ᠭᠠᠵᠠᠷ ᠪᠤᠯᠵᠠᠢ᠃ ᠢᠩᠬᠢᠭᠰᠡᠭᠡᠷ ᠪᠠᠶᠢᠵᠤ ᠳ᠋ᠦᠩᠱᠧᠩ ᠸᠧᠢ 1449 ᠤᠨ ᠳᠤ ᠮᠦᠬᠦᠪᠡ᠃       ᠴᠢᠩ ᠤᠯᠤᠰ ᠤᠨ ᠰᠡᠭᠦᠯᠴᠢ ᠠᠴᠠ ᠡᠬᠢᠯᠡᠵᠤ ᠮᠤᠩᠭᠤᠯ ᠤᠨ ᠹᠸᠤᠳᠠᠯ ᠤᠨ ᠨᠤᠶᠠᠷᠬᠠᠭᠴᠢᠳ ᠴᠢᠩ ᠤᠯᠤᠰ ᠤᠨ ᠵᠠᠰᠠᠭ ᠤᠨ ᠭᠠᠵᠠᠷ ᠤᠨ ᠠᠯᠪᠠᠳᠠᠯᠭ᠎ᠠ ᠳᠤᠤᠷ᠎ᠠ ᠦᠪᠡᠷ ᠤᠨ ᠬᠠᠷᠢᠶᠠᠲᠤ ᠦᠩ ᠰᠢᠮᠡᠯᠢᠭ ᠨᠤᠲᠤᠭ ᠪᠡᠯᠴᠢᠭᠡᠷ ᠢᠶᠠᠨ ᠬᠢᠲᠠᠳ ᠲᠤ ᠲᠠᠯᠪᠢᠨ ᠦᠭᠴᠦ ᠠᠲᠠᠷ ᠬᠠᠭᠠᠯᠪᠤᠷᠢᠯᠠᠭᠤᠯᠤᠭᠰᠠᠨ ᠲᠤᠯᠠ ᠡᠨᠡ ᠬᠦ ᠤᠷᠤᠵᠤ ᠢᠷᠡᠭᠰᠡᠨ ᠲᠤᠭ᠎ᠠ ᠲᠤᠮᠰᠢ ᠦᠭᠡᠢ ᠬᠢᠲᠠᠳ ᠦᠨᠳᠦᠰᠦᠲᠡᠨ ᠢ ᠪᠠᠰᠠ ᠵᠤᠬᠢᠬᠤ ᠵᠠᠰᠠᠭ ᠵᠠᠬᠢᠷᠭᠠᠨ ᠤ ᠲᠠᠯ᠎ᠠ ᠪᠠᠷ ᠬᠠᠮᠢᠶᠠᠷᠬᠤ ᠬᠡᠷᠡᠭᠲᠡᠢ ᠪᠤᠯᠵᠠᠢ᠃ ᠢᠩᠬᠢᠭᠡᠳ ᠪᠠᠳᠠᠷᠠᠭᠤᠯᠲᠤ ᠲᠦᠷᠦ ᠶᠢᠨ ᠭᠤᠴᠢᠳᠤᠭᠠᠷ ᠤᠨ ︵1904 ᠤᠨ︶  ᠳᠤ ︽ᠳ᠋ᠦᠩᠱᠧᠩ ᠲᠢᠩ︾ ᠢ ᠪᠠᠶᠢᠭᠤᠯᠵᠤ᠂ ᠮᠢᠩ ᠤᠯᠤᠰ ᠤᠨ ᠦᠶ᠎ᠡ ᠵᠢᠨ‌‍ᠳᠦ᠋ᠩᠱᠧᠩ ᠸᠧᠢ ᠶᠢᠨ ᠬᠠᠭᠤᠴᠢᠨ ᠨᠡᠷᠡᠶᠢᠳᠤᠯ ᠪᠠ ᠪᠠᠶᠢᠭᠤᠯᠤᠮᠵᠢ ᠪᠠᠨ ᠰᠡᠷᠭᠦᠵᠦ ᠪᠠᠶᠢᠬᠤ ᠳᠠᠯᠳᠠ ᠤᠳᠬ᠎ᠠ ᠪᠠᠨ ᠢᠯᠡᠳᠬᠡᠵᠡᠢ᠃ ᠰᠡᠭᠦᠯ ᠳᠤ 1912 ᠤᠨ ᠳᠤ ᠰᠢᠶᠡᠨ ᠤ ᠪᠠᠶᠢᠭᠤᠯᠤᠮᠵᠢ ᠪᠤᠯᠠᠭᠠᠨ ᠦᠭᠡᠷᠡᠴᠢᠯᠡᠵᠤ ᠪᠠᠶᠢᠭᠠᠳ 1983 ᠤᠨ ᠳᠤ ᠬᠤᠳᠠ ᠪᠤᠯᠭᠠᠪᠠ᠃ ᠳ᠋ᠦᠩᠱᠧᠩ ᠬᠤᠲᠠ ᠤᠳᠤ ᠶᠡᠭᠡ ᠵᠤᠤ ᠠᠶᠢᠮᠠᠭ ᠤᠨ ᠡᠯ᠎ᠡ ᠦᠨᠳᠦᠰᠦᠲᠡᠨ ᠤ ᠤᠯᠤᠰ ᠲᠦᠷᠦ᠂ ᠠᠵᠤ ᠠᠬᠤᠢ᠂ ᠰᠤᠶᠤᠯ ᠤᠨ ᠲᠦᠪ ᠪᠤᠯᠵᠤ᠂ ᠠᠵᠤ ᠦᠢᠯᠡᠳᠪᠦᠷᠢ᠂ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ ᠲᠦᠷᠭᠡᠨ ᠬᠦᠭᠵᠢᠵᠦ᠂ ᠤᠷᠳᠤᠰ ᠤᠨ ᠦᠨᠳᠦᠷᠯᠢᠭ ᠳᠡᠭᠡᠷᠡᠬᠢ ᠭᠡᠷᠡᠯᠲᠤ ᠰᠤᠪᠤᠳ ᠪᠤᠯᠵᠠᠢ᠃   ︽ᠮᠤᠩᠭᠤᠯ ᠨᠤᠳᠤᠭ ᠤᠷᠳᠤᠰ︾ ᠠᠴᠠ ᠪᠠᠭᠤᠯᠭᠠᠪᠠ   
ᠢᠷᠡᠯᠲᠡ᠄ ᠳ᠋ᠥᠩᠱᠧᠩ ᠲᠣᠭᠤᠷᠢᠭ ᠤᠨ ᠠᠷᠠᠳ ᠤᠨ ᠵᠠᠰᠠᠭ ᠤᠨ ᠣᠷᠳᠣᠨ ᠤ ᠰᠦᠯᠵᠢᠶ᠎ᠡ