| | | | ᠴᠡᠴᠡᠷᠯᠢᠭ ᠤᠨ ᠵᠡᠬᠡᠯᠢ ᠭᠤᠳᠤᠮᠵᠢ ᠨᠢ ᠳ᠋ᠦᠩᠱᠧᠩ ᠲᠤᠭᠤᠷᠢᠭ ᠤᠨ ᠬᠠᠭᠤᠴᠢᠨ ᠲᠤᠭᠤᠷᠢᠭ ᠤᠨ ᠭᠤᠤᠯ ᠲᠦᠪ ᠲᠤ ᠪᠠᠶᠢᠷᠢᠯᠠᠵᠤ᠂ 1984 ᠤᠨ ᠳᠤ | ᠪᠠᠶᠢᠭᠤᠯᠤᠭᠳᠠᠵᠤ᠂ ᠳ᠋ᠦᠩᠱᠧᠩ ᠲᠤᠭᠤᠷᠢᠭ ᠤᠨ ᠬᠠᠮᠤᠭ ᠤᠨ ᠡᠷᠳᠡ ᠪᠠᠶᠢᠭᠤᠯᠤᠭᠳᠠᠭᠰᠠᠨ ᠲᠦᠷᠪᠡᠨ ᠵᠡᠬᠡᠯᠢ ᠭᠤᠳᠤᠮᠵᠢ ᠶᠢᠨ ᠬᠡᠷᠡᠭ ᠡᠷᠬᠢᠯᠡᠬᠦ ᠭᠠᠵᠡᠷ ᠤᠨ ᠨᠢᠬᠡ | ᠪᠤᠯᠤᠨ᠎ᠠ᠃ ᠤᠤᠯ ᠳᠤ ᠪᠠᠨ ᠬᠤᠳᠠ ᠲᠤᠭᠤᠷᠢᠭ ᠬᠤᠶᠠᠷ ᠱᠠᠳᠤᠨ ᠤ ᠲᠦᠷᠪᠡᠨ ᠲᠤᠮᠤ ᠤᠳᠤᠷᠢᠳᠬᠤ ᠪᠠᠭ ᠵᠢᠴᠢ ᠰᠢᠭᠤᠳ ᠬᠠᠷᠢᠶ᠎ᠠ ᠰᠠᠯᠠᠭ᠎ᠠ ᠮᠦᠴᠢᠷ ᠤᠨ | ᠠᠯᠪᠠᠯᠠᠬᠤ ᠰᠠᠭᠤᠷᠢᠨ ᠭᠠᠵᠡᠷ ᠪᠠᠶᠢᠵᠤ᠂ ᠬᠠᠷᠢᠶ᠎ᠠ ᠤᠷᠤᠨ ᠤ ᠶᠡᠷᠦᠩᠬᠡᠢ ᠲᠠᠯᠠᠪᠠᠢ ᠨᠢ 3.45 ᠲᠡᠭᠰᠢ ᠲᠦᠷᠪᠡᠯᠵᠢᠨ ᠺᠢᠯᠤᠮᠧᠲᠷ᠂ ᠤᠮᠠᠷᠠᠰᠢ ᠪᠠᠨ ᠦᠨᠳᠦᠰᠦᠳᠡᠨ ᠤ | ᠵᠡᠬᠦᠨ ᠵᠡᠬᠡᠯᠢ ᠬᠦᠷᠴᠦ᠂ ᠡᠮᠦᠨᠡᠰᠢ ᠪᠠᠨ ᠤᠷᠳᠤᠰ ᠶᠡᠭᠡ ᠵᠡᠬᠡᠯᠢ ᠬᠦᠷᠴᠦ᠂ ᠪᠠᠷᠠᠭᠤᠨᠰᠢ ᠪᠠᠨ ᠬᠠᠩᠬᠢᠨ ᠬᠤᠶᠢᠨ᠎ᠠ ᠵᠡᠬᠡᠯᠢ᠂ ᠵᠡᠬᠦᠨᠰᠢ ᠪᠠᠨ ᠨᠠᠷᠠᠰᠤ ᠵᠠᠮ ᠬᠦᠷᠳᠡᠭ᠃ | ᠬᠠᠷᠢᠶ᠎ᠠ ᠤᠷᠤᠨ ᠳᠤ ᠨᠢ 6 ᠨᠡᠶᠢᠬᠡᠮ ᠲᠤᠭᠤᠷᠢᠭ᠂101 ᠰᠠᠭᠤᠭᠠᠯᠢ ᠲᠤᠭᠤᠷᠢᠭ ᠲᠠᠢ ᠪᠠᠶᠢᠵᠤ᠂ ᠨᠠᠶᠢᠳᠠ 1.73 ᠲᠦᠮᠡᠨ ᠡᠷᠦᠬᠡ᠂ 4.11 ᠲᠦᠮᠡᠨ ᠬᠦᠮᠦᠨ | ᠠᠮᠠ ᠲᠠᠢ ᠪᠤᠢ᠃ ᠨᠠᠮ ᠤᠨ ᠠᠵᠢᠯᠯᠠᠬᠤ ᠬᠤᠷᠢᠶ᠎ᠠ ᠳᠤ ᠨᠢ 10 ᠨᠠᠮ ᠤᠨ ᠡᠬᠦᠷ ᠲᠠᠢ᠂ ᠡᠬᠦᠨ ᠳᠤ ᠰᠢᠨ᠎ᠠ ᠨᠡᠶᠢᠬᠡᠮ ᠤᠨ ᠵᠤᠬᠢᠶᠠᠨ ᠪᠠᠶᠢᠭᠤᠯᠤᠯᠳᠠ ᠶᠢᠨ ᠨᠠᠮ ᠤᠨ | ᠡᠬᠦᠷ1᠂ ᠨᠡᠶᠢᠳᠠ ᠶᠢᠨ ᠦᠮᠴᠢᠯᠡᠯ ᠤᠨ ᠪᠤᠰᠤ ᠠᠵᠤ ᠠᠬᠤᠶᠢᠯᠠᠯ ᠤᠨ ᠨᠠᠮ ᠤᠨ ᠡᠬᠦᠷ 2 ᠪᠠᠶᠢᠵᠤ᠂ ᠨᠡᠶᠢᠳᠠ 332 ᠨᠠᠮ ᠤᠨ ᠬᠡᠰᠢᠬᠦᠨ ᠲᠠᠢ᠃ ᠬᠠᠷᠢᠶ᠎ᠠ ᠤᠷᠤᠨ | ᠳᠤ ᠨᠢ ᠶᠡᠭᠡ ᠵᠤᠤ ᠤᠨ ᠴᠡᠴᠡᠷᠯᠢᠭ᠂ ᠤᠷᠳᠤᠰ ᠠᠭᠤᠳᠠᠮ ᠲᠠᠯᠠᠪᠠᠢ᠂ ᠤᠷᠳᠤᠰ ᠤᠨ ᠬᠤᠪᠢᠰᠬᠠᠯ ᠤᠨ ᠲᠡᠤᠬᠡ ᠶᠢᠨ ᠮᠦᠽᠸᠢ᠂ ᠬᠤᠪᠢᠰᠬᠠᠯ ᠤᠨ ᠲᠦᠯᠦᠬᠡ ᠨᠠᠰᠤ | ᠨᠦᠭᠴᠢᠭᠰᠡᠨ ᠪᠠᠭᠠᠳᠤᠷᠴᠦᠳ ᠤᠨ ᠲᠤᠷᠠᠰᠬᠠᠯ ᠤᠨ ᠬᠦᠰᠢᠶ᠎ᠠ᠂ ᠬᠦᠷᠠᠯ ᠪᠠᠭᠠᠵᠢ ᠶᠢᠨ ᠮᠦᠽᠸᠢ᠂ ᠰᠢᠨᠵᠢᠯᠡᠬᠦ ᠤᠬᠠᠭᠠᠨ ᠮᠡᠷᠬᠡᠵᠢᠯ ᠤᠨ ᠤᠷᠳᠤᠨ᠂ ᠺᠢᠨᠤ᠋ ᠵᠦᠴᠦᠬᠡ | ᠶᠢᠨ ᠬᠦᠷᠢᠶ᠋ᠯᠠᠩ ᠵᠡᠷᠬᠡ ᠤᠯᠠᠨ ᠨᠡᠶᠢᠳᠠ ᠶᠢᠨ ᠲᠠᠯᠠᠪᠤᠷ ᠲᠠᠢ᠂ ᠤᠷᠳᠤᠰ ᠬᠤᠳᠠᠯᠳᠤᠭᠠᠨ ᠤ ᠲᠦᠪ ᠢ ᠪᠠᠭᠳᠠᠭᠠᠭᠰᠡᠨ 10 ᠲᠤᠮᠦ ᠬᠡᠯᠪᠡᠷᠢ ᠶᠢᠨ ᠬᠤᠳᠠᠯᠳᠤᠭᠠᠨ ᠤ | ᠲᠠᠯᠠᠪᠤᠷ ᠪᠠᠶᠢᠵᠤ᠂ ᠬᠤᠪᠢ ᠶᠢᠨ ᠠᠵᠤ ᠤᠶᠢᠯᠡᠳᠪᠤᠷᠢ ᠬᠤᠳᠠᠯᠳᠤᠭᠠᠨ ᠤ ᠡᠷᠦᠬᠡ 6435᠂ ᠰᠤᠷᠭᠠᠭᠤᠯᠢ 11᠂ ᠪᠠᠶᠢᠭᠤᠯᠭ᠎ᠠ ᠠᠵᠤ ᠠᠬᠤᠶᠢᠯᠠᠯ ᠠᠵᠢᠯ ᠤᠶᠢᠯᠡᠰ | ᠤᠨ ᠨᠢᠬᠡᠴᠡ ᠨᠡᠶᠢᠳᠠ 32 ᠪᠤᠢ᠃ ᠲᠠᠷᠤᠢ ᠬᠤᠳᠠᠯᠳᠤᠭᠠᠨ ᠤ ᠤᠶᠢᠯᠡᠰ᠂ ᠨᠠᠭᠠᠳᠤᠮ ᠴᠡᠩᠬᠡᠯ᠂ ᠤᠯᠠᠨ ᠨᠡᠶᠢᠳᠠ ᠶᠢᠨ ᠰᠤᠶᠤᠯ ᠤᠨ ᠠᠵᠢᠯᠯᠠᠭ᠎ᠠ ᠲᠦᠪᠯᠡᠷᠡᠭᠰᠡᠨ | ᠤᠷᠤᠨ ᠪᠤᠯᠤᠨ᠎ᠠ᠃ ᠵᠡᠬᠡᠯᠢ ᠭᠤᠳᠤᠮᠵᠢ ᠨᠢ ᠤᠷᠢᠳ ᠬᠤᠵᠢᠳ ︽ᠪᠦᠬᠦ ᠤᠯᠤᠰ ᠤᠨ ᠪᠤᠯᠪᠠᠰᠤᠨ ᠬᠤᠳᠠ ᠶᠢᠨ ᠪᠦᠳᠦᠬᠡᠨ ᠪᠠᠶᠢᠭᠤᠯᠤᠯᠳᠠ ᠳᠤ ᠲᠤᠪᠤᠶᠢᠮ᠎ᠠ ᠬᠤᠪᠢ | ᠨᠡᠮᠡᠷᠢ ᠦᠵᠡᠬᠦᠯᠦᠭᠰᠡᠨ ᠨᠢᠬᠡᠴᠡ︾᠂ ︽ᠪᠦᠬᠦ ᠬᠤᠳᠠ ᠶᠢᠨ ᠲᠡᠷᠢᠬᠦᠨ ᠤ ᠦᠨᠳᠦᠰᠤᠨ ᠱᠠᠳᠤᠨ ᠤ ᠨᠠᠮ ᠤᠨ ᠵᠤᠬᠢᠶᠠᠨ ᠪᠠᠶᠢᠭᠤᠯᠤᠯᠳᠠ︾ ᠪᠠ ︽ᠤᠨ ᠤ | ᠪᠤᠳᠠᠳᠠᠢ ᠬᠢᠷᠢ ᠪᠦᠳᠦᠮᠵᠢ ᠬᠠᠷᠠᠯᠳᠠ ᠶᠢᠨ ᠰᠢᠯᠭᠠᠷᠠᠭᠤᠯᠤᠯᠳᠠ ᠳᠤ ᠤᠨᠴᠠᠭᠠᠶᠢᠯᠠᠭᠰᠡᠨ ᠨᠢᠬᠡᠴᠡ︾ ᠵᠡᠷᠬᠡ ᠴᠤᠯᠠ ᠤᠯᠤᠭᠰᠠᠨ ᠪᠠᠶᠢᠨ᠎ᠠ᠃ | ᠬᠠᠶ᠋ᠢᠭ᠄ ᠤᠷᠳᠤᠰ ᠵᠡᠬᠦᠨ ᠵᠡᠬᠡᠯᠢ ᠶᠢᠨ16 ᠳ᠋ᠤᠭᠠᠷ ᠵᠡᠬᠡᠯᠢ ᠭᠤᠳᠤᠮᠵᠢ᠂ ᠭᠤᠤ ᠶᠤᠸᠠᠨ ᠵᠢᠶᠠᠩ ᠬᠤᠭᠤᠯᠠᠨ ᠬᠡᠷ ᠤᠨ ᠬᠠᠵᠠᠭᠤ | ᠤᠶᠢᠯᠡᠴᠢᠯᠡᠬᠦ ᠤᠳᠠᠰᠤ᠄ 0477 —8391580᠂ 0477 —8391581 | | | | | | |